Loving
Loving
歌手:IKSA
专辑:《Loving》

作词 : IKSA
作曲 : IKSA
编曲 : IKSA
ᠬᠠᠶᠢᠷ᠎ᠠ ᠶ᠋ᠢ ᠮᠢᠨᠢ ᠪᠤᠯᠢᠶᠠᠭᠰᠠᠨ
ᠲᠡᠪᠡᠷᠢᠬᠦ᠌ ᠳ᠋ᠦ᠍ ᠳᠤᠯᠠᠭᠠᠬᠠᠨ
ᠲᠥᠰᠦᠭᠡᠯᠡᠵᠦ ᠪᠠᠶᠢᠭ᠎ᠠ ᠦᠭᠡᠢ ᠨᠢᠭᠡᠨ ᠳ᠋ᠦ᠍ ᠳᠤᠷᠠᠯᠠᠭᠰᠠᠨ
ᠵᠥᠪᠬᠡᠨ ᠴᠢᠨᠦ ᠪᠦᠬᠦ ᠵᠦᠢᠯ ᠳ᠋ᠦ᠍ ᠪᠢ ᠤᠶᠠᠷᠠᠭᠰᠠᠨ
ᠡᠪᠦᠯ ᠦᠨ ᠠᠩᠬᠠᠨ ᠤ᠋ ᠴᠠᠰᠤ ᠰᠢᠭ ᠴᠢᠮ᠎ᠠ ᠶ᠋ᠢ ᠳᠣᠭᠳᠣᠯᠤᠭᠤᠯᠤᠶ᠎ᠠ
ᠰᠡᠭᠦᠯ ᠦᠨ ᠠᠭᠤᠰᠭᠢᠯᠠᠭᠰᠠᠨ ᠲᠠᠮᠠᠬᠢ ᠰᠢᠭ ᠢᠶᠡᠷ ᠲᠠᠢᠪᠤᠰᠢᠷᠠᠭᠤᠯᠤᠶ᠎ᠠ
ᠵᠢᠭᠠᠬᠠᠨ ᠬᠣᠯᠠᠳᠠᠬᠤ ᠭᠡᠬᠦ ᠪᠡᠷ ᠯᠡ ᠴᠢ ᠦᠭᠡᠢᠶᠯᠡᠭᠳᠡᠵᠦ ᠰᠠᠨᠠᠭᠳᠠᠨ᠎ᠠ
ᠴᠢᠮ᠎ᠠ ᠶ᠋ᠢ ᠬᠠᠷᠠᠬᠤ ᠪᠤᠯᠠᠭᠠᠨ ᠳ᠋ᠤ᠌ ᠪᠢ ᠦᠷᠭᠦᠯᠵᠢ ᠲᠠᠲᠠᠭᠳᠠᠨ᠎ᠠ
ᠰᠡᠭᠦᠯ ᠦᠨ ᠠᠮᠢᠰᠭᠤᠯ ᠬᠦᠷᠲᠡᠮ᠎ᠡ ᠪᠡᠨ ᠪᠠᠶᠢᠶ᠎ᠠ
ᠠᠵᠠ ᠵᠢᠷᠭᠠᠯ ᠪᠦᠷᠢ ᠶ᠋ᠢ ᠬᠠᠮᠲᠤ ᠳ᠋ᠠᠭᠠᠨ ᠬᠠᠶᠢᠶ᠎ᠠ

ᠰᠠᠶᠢᠬᠠᠨ ᠪᠠᠶᠢᠨ᠎ᠠ
ᠵᠥᠪᠬᠡᠨ ᠴᠢᠮ᠎ᠠ ᠲᠠᠢ ᠬᠠᠮᠲᠤ ᠪᠠᠶᠢᠬᠤ᠍ ᠳ᠋ᠤ᠌ ᠰᠠᠶᠢᠬᠠᠨ ᠪᠠᠶᠢᠨ᠎ᠠ
ᠳᠤᠷᠠᠯᠠᠵᠤ ᠪᠠᠶᠢᠨ᠎ᠠ
ᠵᠥᠪᠬᠡᠨ ᠴᠢᠮ᠎ᠠ ᠶ᠋ᠢ ᠬᠠᠷᠠᠬᠤ ᠪᠣᠯᠭᠠᠨ ᠳ᠋ᠤ᠌ ᠳᠤᠷᠠᠯᠠᠵᠤ ᠪᠠᠶᠢᠨ᠎ᠠ

ᠴᠢᠨᠦ ᠬᠠᠵᠠᠭᠤ᠍ ᠳ᠋ᠤ᠌
ᠪᠢ ᠴᠢᠨᠦ ᠯᠡ ᠬᠠᠵᠠᠭᠤ᠍ ᠳ᠋ᠤ᠌ ᠥᠪᠡᠷ ᠦᠨ ᠬᠢ ᠪᠡᠷ ᠢᠶᠡᠨ
ᠴᠢᠨᠦ ᠬᠠᠵᠠᠭᠤ᠍ ᠳ᠋ᠤ᠌
ᠪᠢ ᠣᠭᠲᠠᠷᠭᠤᠢ ᠶ᠋ᠢᠨ ᠭᠦᠨ ᠳ᠋ᠦ᠍ ᠲᠥᠭᠡᠷᠢᠬᠦ ᠶᠦ᠍ᠮ ᠡ
ᠦᠭᠡᠯᠡᠬᠦ ᠶᠠᠭᠤᠮ᠎ᠠ ᠠᠯᠠᠭ᠎ᠠ ᠴᠢᠮ᠎ᠠ ᠳ᠋ᠤ᠌ ᠮᠢᠨᠢ ᠭᠠᠨᠴᠠ ᠴᠤ᠌ ᠰᠢᠷᠬᠡᠭ
ᠨᠠᠳᠠ ᠳ᠋ᠤ᠌ ᠨᠥᠯᠥᠭᠡᠯᠡ᠂ ᠮᠢᠨᠦ ᠵᠢᠷᠦᠬᠡᠨ ᠲᠤᠰᠢᠶ᠎ᠠ ᠴᠡᠴᠡᠷᠬᠢᠯᠡ
ᠨᠠᠳᠠ ᠳ᠋ᠤ᠌ ᠢᠷᠡᠭᠰᠡᠨ ᠪᠡᠯᠡᠭ᠂ ᠤᠰᠤᠯᠠᠬᠤ ᠶᠣᠰᠣᠲᠠᠢ ᠴᠡᠴᠡᠭ
ᠵᠢᠷᠦᠬᠡᠨ ᠦ᠌ ᠲᠠᠯ᠎ᠠ ᠬᠡᠰᠡᠭ ᠴᠢᠮ᠎ᠠ ᠶ᠋ᠢ ᠠ ᠲᠠᠩᠳᠠ ᠬᠦᠰᠡᠬᠦ
ᠡᠨᠡ ᠶᠠᠭ ᠶᠠᠭᠤᠨ ᠤ᠋ ᠬᠢ ᠪᠣᠢ ᠨᠠᠳᠠ ᠳ᠋ᠤ᠌ ᠬᠠᠷᠢᠭᠤᠯᠤᠭᠠᠴᠢ
ᠮᠢᠨᠦ ᠬᠡᠵᠢᠶ᠎ᠡ ᠴᠦ᠍ ᠲᠥᠰᠦᠭᠡᠯᠡᠭᠡ ᠦᠭᠡᠢ ᠢᠷᠡᠭᠡᠳᠦᠢ ᠶ᠋ᠢ ᠬᠠᠷᠠᠭᠤᠯᠤᠭᠠᠴᠢ

ᠣᠯᠠᠨ ᠤᠳᠠᠭ᠎ᠠ ᠠᠯᠳᠠᠭᠰᠠᠨ᠂ ᠪᠦᠭᠦᠳᠡ ᠶ᠋ᠢ ᠨᠢ ᠬᠠᠶᠠᠭᠰᠠᠨ
ᠴᠢᠮ᠎ᠠ ᠲᠠᠢ ᠪᠠᠨ ᠠᠭᠤᠯᠵᠠᠭᠰᠠᠨ ᠮᠥᠴᠡ ᠨᠦ᠍ᠭᠦᠳ ᠢᠶᠡᠨ ᠰᠠᠨᠠᠭᠰᠠᠨ
ᠪᠣᠳᠣᠮ ᠳ᠋ᠠᠭᠠᠨ ᠳᠠᠷᠤᠭᠳᠠᠨ ᠭᠠᠭᠴᠠᠭᠠᠷᠳᠠᠨ᠎ᠠ ᠪᠢ ᠳ᠋ᠧ
ᠨᠣᠪᠰᠢ ᠶ᠋ᠢᠨ ᠪᠦᠬᠦᠨ ᠢ᠋ ᠬᠠᠮᠲᠤ ᠳ᠋ᠠᠭᠠᠨ ᠲᠤᠭᠤᠯᠤᠭᠰᠠᠨ ᠰᠢᠦ ᠳ᠋ᠧ
ᠬᠠᠮᠢᠭ᠎ᠠ ᠨᠢᠭᠡᠲᠡᠭᠡ ᠬᠣᠵᠢᠮ ᠬᠣᠶᠢᠨ᠎ᠠ ᠳ᠋ᠧᠪᠠᠵᠢᠨ ᠮᠢᠨᠢ
ᠬᠣᠯᠠᠳᠠᠬᠤ᠍ ᠦᠭᠡᠢ ᠭᠡᠵᠦ ᠴᠢᠮ᠎ᠠ ᠶ᠋ᠢ ᠲᠡᠪᠡᠷᠢᠨ᠎ᠡ ᠳ᠋ᠧᠪᠠᠨ ᠳᠡᠭᠡᠷ᠎ᠡ
ᠪᠦᠬᠦ ᠵᠦᠢᠯ ᠢ᠋ ᠡᠷᠭᠢᠴᠡᠭᠦᠯᠦᠨ ᠬᠠᠷᠠᠯ᠎ᠠ
ᠥᠩᠭᠡᠷᠡᠭᠰᠡᠨ ᠪᠦᠭᠦᠳᠡ ᠶ᠋ᠢ ᠮᠠᠷᠲᠠᠮ᠎ᠠ
ᠬᠡᠯᠡᠭᠰᠡᠨ ᠦᠭᠡ ᠪᠦᠷᠢ ᠶ᠋ᠢ ᠴᠢᠨᠢ ᠰᠡᠳᠭᠢᠯ ᠳ᠋ᠡᠭᠡᠨ ᠲᠦᠭᠵᠢᠶ᠎ᠡ
ᠥᠭᠡᠳᠡ ᠡᠴᠡ ᠴᠢᠨᠢ ᠬᠠᠷᠠᠭᠠᠳ ᠡᠪᠦᠳᠦᠭᠯᠡᠨ ᠰᠥᠭᠥᠳᠦᠶ᠎ᠡ
ᠬᠠᠢᠯᠵᠤ ᠤᠷᠤᠰᠤᠨ᠎ᠠ᠂ ᠴᠢᠮ᠎ᠠ ᠶ᠋ᠢ ᠲᠠᠶᠢᠪᠤᠰᠢᠷᠠᠭᠤᠯᠤᠨ᠎ᠠ
ᠬᠠᠶᠢᠷᠠᠨ ᠳ᠋ᠠᠭᠠᠨ ᠮᠠᠩᠰᠢᠭᠤᠷᠠᠨ᠎ᠠ
ᠡᠭᠦᠷᠢᠳᠡ ᠴᠢᠮ᠎ᠠ ᠲᠠᠢ ᠪᠠᠶᠢᠬᠤ᠍ ᠶᠤᠮ ᠰᠠᠨ

ᠰᠠᠶᠢᠬᠠᠨ ᠪᠠᠶᠢᠨ᠎ᠠ
ᠵᠥᠪᠬᠡᠨ ᠴᠢᠮ᠎ᠠ ᠲᠠᠢ ᠬᠠᠮᠲᠤ ᠪᠠᠶᠢᠬᠤ᠍ ᠳ᠋ᠤ᠌ ᠰᠠᠶᠢᠬᠠᠨ ᠪᠠᠶᠢᠨ᠎ᠠ
ᠳᠤᠷᠠᠯᠠᠵᠤ ᠪᠠᠶᠢᠨ᠎ᠠ
ᠵᠥᠪᠬᠡᠨ ᠴᠢᠮ᠎ᠠ ᠶ᠋ᠢ ᠬᠠᠷᠠᠬᠤ ᠪᠣᠯᠭᠠᠨ ᠳ᠋ᠤ᠌ ᠳᠤᠷᠠᠯᠠᠵᠤ ᠪᠠᠶᠢᠨ᠎ᠠ

ᠴᠢᠨᠦ ᠬᠠᠵᠠᠭᠤ᠍ ᠳ᠋ᠤ᠌
ᠪᠢ ᠴᠢᠨᠦ ᠯᠡ ᠬᠠᠵᠠᠭᠤ᠍ ᠳ᠋ᠤ᠌ ᠥᠪᠡᠷ ᠦᠨ ᠬᠢ ᠪᠡᠷ ᠢᠶᠡᠨ
ᠴᠢᠨᠦ ᠬᠠᠵᠠᠭᠤ᠍ ᠳ᠋ᠤ᠌
ᠪᠢ ᠣᠭᠲᠠᠷᠭᠤᠢ ᠶ᠋ᠢᠨ ᠭᠦᠨ ᠳ᠋ᠦ᠍ ᠲᠥᠭᠡᠷᠢᠬᠦ ᠶᠦ᠍ᠮ ᠡ
ᠦᠭᠡᠯᠡᠬᠦ ᠶᠠᠭᠤᠮ᠎ᠠ ᠠᠯᠠᠭ᠎ᠠ ᠴᠢᠮ᠎ᠠ ᠳ᠋ᠤ᠌ ᠮᠢᠨᠢ ᠭᠠᠨᠴᠠ ᠴᠤ᠌ ᠰᠢᠷᠬᠡᠭ
ᠨᠠᠳᠠ ᠳ᠋ᠤ᠌ ᠨᠥᠯᠥᠭᠡᠯᠡ᠂ ᠮᠢᠨᠦ ᠵᠢᠷᠦᠬᠡᠨ ᠲᠤᠰᠢᠶ᠎ᠠ ᠴᠡᠴᠡᠷᠬᠢᠯᠡ
ᠨᠠᠳᠠ ᠳ᠋ᠤ᠌ ᠢᠷᠡᠭᠰᠡᠨ ᠪᠡᠯᠡᠭ᠂ ᠤᠰᠤᠯᠠᠬᠤ ᠶᠣᠰᠣᠲᠠᠢ ᠴᠡᠴᠡᠭ
ᠵᠢᠷᠦᠬᠡᠨ ᠦ᠌ ᠲᠠᠯ᠎ᠠ ᠬᠡᠰᠡᠭ ᠴᠢᠮ᠎ᠠ ᠶ᠋ᠢ ᠠ ᠲᠠᠩᠳᠠ ᠬᠦᠰᠡᠬᠦ
ᠡᠨᠡ ᠶᠠᠭ ᠶᠠᠭᠤᠨ ᠤ᠋ ᠬᠢ ᠪᠣᠢ ᠨᠠᠳᠠ ᠳ᠋ᠤ᠌ ᠬᠠᠷᠢᠭᠤᠯᠤᠭᠠᠴᠢ
ᠮᠢᠨᠦ ᠬᠡᠵᠢᠶ᠎ᠡ ᠴᠦ᠍ ᠲᠥᠰᠦᠭᠡᠯᠡᠭᠡ ᠦᠭᠡᠢ ᠢᠷᠡᠭᠡᠳᠦᠢ ᠶ᠋ᠢ ᠬᠠᠷᠠᠭᠤᠯᠤᠭᠠᠴᠢ

女声:Oyuhai
更多>> IKSA的热门歌曲