Maraljin
Maraljin
歌手:K-AN
专辑:《Maraljin》

作词 : K-AN
作曲 : K-AN
编曲 : K-AN
beat by beatstars
录音混音 Screw
长调非专业
ᠤᠷᠭᠤᠬᠤ ᠨᠠᠷᠠᠨ ᠳ᠋ᠤ ᠰᠦᠨ ᠰᠠᠴᠤᠯᠢ ᠪᠠᠨ ᠡᠷᠭᠦᠬᠦ
ᠠᠭᠤᠯᠠᠰ ᠦ᠋ᠨ ᠶ᠋ᠢᠡᠨ ᠰᠤᠭᠤ ᠰᠢᠭ᠌ ᠶ᠋ᠢᠡᠨ ᠮᠣᠩᠭᠣᠯ ᠪᠦᠰᠡᠭᠦᠢ
ᠮᠣᠩᠭᠣᠯ ᠬᠡᠦᠬᠡᠨ ᠨᠤᠭᠦᠳ ᠤᠨ ᠴᠢᠷᠠᠶ᠋ᠢᠯᠠᠭ ᠢ ᠳᠡᠯᠡᠬᠡᠢ ᠢᠶ᠋ᠠᠷ ᠢᠶ᠋ᠠᠨ ᠮᠡᠳᠡᠨ᠎ᠡ
ᠥᠩᠭᠡ ᠲᠡᠢ ᠵᠢᠰᠦ ᠲᠡᠢ ᠦᠵᠡᠰᠬᠦᠯᠡᠩ ᠭᠤᠸ᠎ᠠ ᠲᠦᠷᠢ ᠳ᠋ᠦ᠍ ᠨᠢ ᠵᠠᠯᠠᠭᠤᠰ ᠮᠡᠯᠡᠷᠡᠨ᠎ᠡ
ᠲᠥᠷᠥᠯᠬᠢ ᠴᠢᠳᠠᠪᠤᠷᠢ ᠲᠡᠭᠦᠰ ᠭᠤᠪᠠᠢ ᠡᠷᠬᠢᠮᠰᠦᠭ ᠳᠡᠭᠡᠳᠦ ᠬᠢᠷᠢᠨ ᠡ
ᠤᠬᠠᠭᠠᠯᠢᠭ ᠨᠠᠮᠪᠠᠭᠠᠯᠠᠭ ᠬᠠᠲᠤᠨ ᠤᠬᠠᠭᠠᠨ ᠢ ᠲᠡᠭᠡᠭᠡᠵᠡᠢ
ᠬᠠᠶ᠋ᠢᠷ᠎ᠠ ᠨᠠᠶ᠋ᠢᠷ ᠦᠭᠡᠢ ᠬᠠᠯᠵᠠᠨ ᠭᠠᠯᠴᠢᠭ ᠬᠠᠳᠠᠨ ᠳ᠋ᠤ᠌ ᠤᠷᠭᠤᠭᠰᠠᠨ ᠬᠠᠲᠤᠨ ᠴᠡᠴᠡᠭ
ᠬᠠᠷᠠᠴᠤᠤᠯ ᠤᠨ ᠬᠠᠷᠠᠴᠠ ᠶ᠋ᠢ ᠪᠤᠯᠢᠶᠠᠬᠤ ᠵᠢᠷᠦᠬᠡ ᠶ᠋ᠢ ᠨᠤᠷᠠᠭᠠᠬᠤ ᠲᠡᠭᠷᠢ ᠶ᠋ᠢᠨ ᠪᠢᠴᠢᠭ
ᠬᠠᠮᠢᠭ᠎ᠠ ᠴᠤ᠌ ᠶᠤᠮ ᠪᠣᠢ ᠬᠠᠷᠠᠭᠰᠠᠨ ᠴᠤ᠌ ᠶᠤᠮ ᠰᠢᠭ᠋ ᠬᠠᠳᠠᠨ ᠵᠢᠷᠤᠭ ᠰᠢᠭ᠋
ᠬᠠᠷᠠᠭᠠᠳ ᠢᠴᠢᠬᠦ ᠬᠤᠷᠮᠤᠰᠲᠠ ᠠ᠋ᠴᠠ ᠬᠦᠮᠦᠨ ᠲᠥᠷᠥᠯᠬᠢᠲᠡᠨ ᠳ᠋ᠦ᠍ ᠲᠣᠭᠠᠯᠠᠵᠤ ᠢᠪᠡᠭᠡᠭᠰᠡᠨ ᠬᠠᠶ᠋ᠢᠷ᠎ᠠ ᠶ᠋ᠢᠨ ᠬᠡᠰᠡᠭ
ᠨᠠᠢ᠍ᠮᠠᠨ ᠵᠠᠭᠤᠨ ᠪ ᠲᠡᠷᠡᠲᠡᠭᠡ ᠳ᠋ᠠᠬᠢ ᠬᠠᠲᠤᠨ ᠡᠬᠡ ᠥᠭᠡᠯᠦᠨ ᠨᠡᠷ᠎ᠡ ᠲᠡᠢ
ᠲᠠᠪᠤᠨ ᠬᠠᠨ᠎ᠠ ᠲᠠᠢ ᠭᠡᠷ ᠲᠡᠭᠡᠨ ᠲᠡᠷᠡ ᠴᠢᠩᠭᠢᠰ ᠳᠦᠷᠦᠭᠦᠯᠦᠬ᠋ᠰᠡᠨ ᠮᠥᠷ ᠲᠡᠢ
ᠡᠬᠡ ᠣᠷᠣᠨ ᠪ ᠮᠢᠨᠢ ᠳᠥᠷᠪᠡᠨ ᠵᠦᠭ᠋ ᠡᠴᠡ ᠠᠲᠠᠭᠠᠲᠠᠨ ᠳᠠᠶ᠋ᠢᠰᠤᠨ ᠪ ᠭ᠌ᠬᠢᠷ ᠲᠠᠢ
ᠬᠠᠷ᠎ᠠ ᠭᠠᠷ ᠢᠷᠡᠬᠦ ᠳ᠋ᠦ ᠠᠨᠤ ᠮᠠᠨᠲᠤᠬᠠᠢ ᠰᠤᠷᠬᠠᠭᠲᠠᠨᠢ ᠪᠡᠬᠢ ᠲᠡᠦᠬᠡ ᠲᠡᠢ
ᠮᠢᠨᠦ ᠮᠣᠩᠭᠣᠯᠵᠢᠨᠭᠣᠸ᠋᠎ᠠ ᠮᠢᠨᠦ ᠮᠠᠷᠠᠯᠵᠢᠨᠭᠤᠸ᠋᠎ᠠ
ᠲᠠᠶ᠋ᠢᠬ᠋᠎ᠠ ᠶ᠋ᠢᠨ ᠭᠦᠨ ᠳ᠋ᠡᠬᠢ ᠲᠠᠶ᠋ᠢᠪᠤᠩ ᠲᠣᠭᠲᠠᠭᠤᠨ ᠣᠷᠣᠰᠢᠬᠤ ᠰᠤᠭᠤ ᠡᠴᠡ
ᠪᠦᠲᠦᠵᠦ ᠬᠤᠪᠢᠷᠠᠵᠤ ᠤᠯᠠᠷᠢᠵᠤ ᠢᠷᠡᠬ᠋ᠰᠡᠨ ᠴᠦ᠍ ᠶᠤᠮ ᠤᠤ ᠬᠡᠯᠡᠲᠡᠢ
ᠤᠰᠤ ᠰᠢᠬ ᠲᠤᠩᠭᠠᠯᠠᠭ ᠬᠠᠷᠠᠴᠠᠨ ᠪ ᠬᠢᠨᠢ ᠴᠠᠭᠠᠨ᠎ᠠ ᠠᠭᠤᠯᠠᠬᠤ ᠤᠬᠠᠭᠠᠨ ᠨᠢ ᠨᠣᠮ ᠡ
ᠮᠥᠩᠬᠡ ᠲᠩᠷᠢ ᠡᠴᠡ ᠵᠠᠶᠠᠭᠠᠲᠠᠢ ᠮᠣᠩᠭᠣᠯ ᠬᠥᠮᠦᠨ ᠪ ᠦᠷᠡᠰ ᠭᠡᠬᠦ ᠶᠤᠮ
ᠲᠡᠭᠡ ᠶ᠋ᠢᠨ ᠵᠣᠭᠰᠣᠭᠠᠯ ᠦ᠋ᠨ ᠵᠢᠮ᠎ᠡ ᠲᠡᠢ ᠪᠤᠭᠤᠷᠤᠯ ᠬᠣᠷᠸ᠋᠎ᠠ᠎ᠳ᠋ᠤ᠌ ᠡᠵᠢ ᠬᠦᠮᠦᠨ ᠳᠡᠯᠡᠬᠡᠢ
ᠪᠠᠭᠲᠠᠭᠠᠵᠤ ᠴᠢᠲᠠᠨ᠎ᠠ᠂
ᠲᠠᠯ᠎ᠠ ᠰᠢᠬ ᠬᠠᠨᠠᠭᠠᠷ ᠥᠷᠭᠡᠨ ᠠᠭᠤᠵᠢᠮ ᠴᠡᠭᠡᠵᠢᠨ ᠳ᠋ᠦ ᠨᠢ
ᠡᠮᠡᠭᠡᠯ ᠬᠠᠵᠠᠭᠠᠷ ᠲᠠᠢ ᠮᠣᠷᠢ ᠬᠥᠮᠦᠨ ᠲᠡᠢ ᠪᠡᠨ ᠡᠷᠭᠢᠲᠡᠭ᠋ ᠮᠣᠩᠭᠣᠯ ᠪᠦᠰᠡᠭᠦᠢ
ᠵᠠ ᠡᠨᠡ21᠎ᠳ᠋ᠤᠭᠠᠷ ᠵᠠᠭᠤᠨ ᠪ ᠣᠨ ᠪ ᠬᠦᠷᠳᠦ ᠨᠢ ᠶᠣᠰᠣ ᠪᠠᠷ ᠶ᠋ᠢᠠᠨ ᠡᠷᠭᠢᠵᠦ ᠪᠠᠶ᠋ᠢᠨ᠎ᠠ
ᠵᠠᠬ᠎ᠠ ᠵᠤᠬᠠ ᠶ᠋ᠢᠨ ᠮᠠᠶ᠋ᠢᠮᠠᠶ᠋ᠢᠴᠢᠳ ᠦ᠋ᠨ ᠨᠥᠯᠥᠭᠡ ᠵᠥᠷᠢᠶ᠎ᠡ ᠦᠭᠡᠢ ᠲᠠᠷᠬᠠᠵᠤ ᠪᠠᠶ᠋ᠢᠨ᠎ᠠ
ᠬᠦᠮᠦᠰ ᠦ᠋ᠨ ᠦᠵᠡᠯ ᠤᠬᠠᠭᠠᠨ ᠊ᠢ ᠲᠠᠯᠬᠢᠲᠠᠵᠤ ᠪᠠᠶ᠋ᠢᠨ᠎ᠠ
ᠬᠠᠶ᠋ᠢᠷᠠᠨ ᠰᠠᠶ᠋ᠢᠬᠠᠨ ᠮᠣᠩᠭᠣᠯ ᠥᠬᠢᠳ ᠦ᠋ᠳ ᠬᠦᠨᠳᠦ ᠪᠡᠨ ᠪᠠᠷᠠᠨ ᠪᠣᠬᠢᠷᠲᠤᠵᠤ ᠪᠠᠶ᠋ᠢᠨ᠎ᠠ
ᠲᠡᠶ᠋ᠢᠮᠦ ᠶᠡᠬᠡ ᠶ᠋ᠢ ᠬᠦᠰᠡᠬᠦ ᠦᠭᠡᠢ ᠮᠢᠨᠦ ᠮᠣᠩᠭᠣᠯᠵᠢᠨ ᠪᠦᠰᠡᠭᠦᠢ
ᠥᠪᠡᠷ ᠦ᠋ᠨ ᠬᠠᠮᠤᠭ ᠦ᠋ᠨ ᠨᠠᠨᠲᠢᠨ ᠵᠦᠢᠯ ᠶ᠋ᠢᠡᠨ ᠪᠢᠲᠡᠭᠡᠢ ᠮᠥᠩᠭᠥᠨ ᠪ ᠵᠣᠯᠢᠶᠠᠰᠤ ᠬᠢ
ᠪᠢᠲᠡᠨ ᠪ ᠠᠮᠢᠲᠤᠷᠠᠯ ᠦ᠋ᠨ ᠵᠠᠮ ᠳ᠋ᠤ ᠠᠯᠲᠠᠬ᠋᠎ᠠ ᠤᠨᠤᠬ᠋᠎ᠠ ᠬᠠ ᠶᠠ ᠦᠭᠡᠢ ᠪᠣᠢ
ᠠᠷᠢᠭᠤᠨ ᠴᠡᠪᠡᠷ ᠴᠠᠭᠠᠬᠠᠨ ᠰᠡᠤᠠᠬᠢᠯ ᠶ᠋ᠢᠡᠨ ᠴᠢ ᠭᠡᠭᠡᠵᠦ ᠬᠠᠶᠠᠬ᠋᠎ᠠ ᠦᠭᠡᠢ ᠲᠡᠶ᠋ᠢᠮᠦ
ᠮᠣᠶ᠋ᠢᠯ ᠵᠢᠮᠢᠰ ᠦ᠋ᠨ ᠰᠢᠷᠬᠡᠭ᠋ ᠰᠢᠭ᠌ ᠲᠣᠷᠮᠣᠯᠵᠠᠩᠬᠠᠨ ᠨᠢᠳᠦ ᠲᠡᠢ
ᠮᠣᠷᠢᠨ ᠴᠡᠷᠢᠭ᠋ ᠦ᠋ᠨ ᠰᠡᠯᠡᠮ ᠎ᠡ ᠰᠢᠭ᠌ ᠲᠤᠶᠠᠯᠵᠠᠩᠬᠠᠨ ᠨᠢᠷᠤᠭᠤ ᠲᠠᠢ
ᠮᠣᠩᠭᠣᠯ ᠪᠦᠰᠡᠭᠦᠢ ᠲᠠᠨ ᠪ ᠪᠠᠨ ᠭᠡᠷᠡᠯ ᠰᠡᠭᠦᠲᠡᠷ ᠊ᠢ ᠲᠣᠲᠣᠷᠠᠭᠤᠯᠬᠤ ᠭᠡᠵᠦ
ᠮᠣᠩᠭᠣᠯ ᠢᠷᠠᠭᠤ ᠨᠠᠶ᠋ᠢᠷᠠᠭᠴᠢ ᠭᠡᠭᠡᠯᠵᠡᠨ ᠪᠠᠶ᠋ᠢᠵᠤ ᠳᠠᠭᠤᠯᠠᠨᠠᠮ( ᠷ·ᠴᠣᠶ᠋ᠢᠨᠠᠮ ᠦ᠋ᠨ ᠰᠢᠯᠦᠭ᠋ ᠡᠴᠡ)
ᠤᠷᠭᠤᠬᠤ ᠨᠠᠷᠠᠨ ᠳ᠋ᠤ ᠰᠦᠨ ᠰᠠᠴᠤᠯᠢ ᠪᠠᠨ ᠡᠷᠭᠦᠬᠦ
ᠠᠭᠤᠯᠠᠰ ᠦ᠋ᠨ ᠶ᠋ᠢᠡᠨ ᠰᠤᠭᠤ ᠰᠢᠭ᠌ ᠶ᠋ᠢᠡᠨ ᠮᠣᠩᠭᠣᠯ ᠪᠦᠰᠡᠭᠦᠢ
更多>> K-AN的热门歌曲