歌手:
Sahia
专辑:
《Sahia》作词 : Tsaganlantu
作曲 : Burenbayar
ᠪᠤᠶᠠᠨᠲᠤ ᠬᠤᠶᠠᠷ ᠮᠢᠨᠢ ᠨᠠᠷᠠ ᠶᠤᠮᠰᠠᠨ
ᠰᠢᠯᠦᠭ᠄ ᠴᠠᠭᠠᠨᠯᠠᠩᠲᠤ
ᠠᠶᠠᠯᠭᠤ᠄ ᠪᠦᠷᠡᠨᠪᠠᠶᠠᠷ
ᠳᠠᠭᠤᠴᠢᠨ᠄ ᠨᠠᠷᠠᠨᠮᠠᠨᠳᠤᠬᠤ ᠵᠢᠨ ᠰᠠᠬᠢᠶ᠎ᠠ
ᠠᠵᠠ ᠵᠢᠨ ᠬᠤᠷᠤ᠎ᠠ ᠳ᠋ᠤ ᠵᠠᠶᠠᠭ᠎ᠠ ᠲᠦᠰᠢᠭᠰᠡᠨ
ᠠᠪᠤ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ
ᠨᠠᠯᠠᠭᠠᠷ ᠪᠡᠶ᠎ᠡ ᠶ᠋ᠢ ᠮᠢᠨᠢ ᠵᠢᠷᠭᠠᠯ ᠳ᠋ᠤ ᠬᠦᠲᠦᠯᠦᠭᠰᠡᠨ
ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ
ᠠᠢ ᠁ ᠳ᠋ᠠ ᠁ ᠬᠦ᠋
ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ
•
ᠡᠩᠬᠡ ᠵᠢᠨ ᠬᠤᠷᠤ᠎ᠠ ᠳ᠋ᠤ ᠬᠠᠶ᠋ᠢᠷ᠎ᠠ ᠲᠡᠯᠡᠭᠰᠡᠨ
ᠡᠵᠢ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ
ᠡᠨᠡᠬᠡᠨ ᠪᠡᠶ᠎ᠡ ᠶ᠋ᠢ ᠮᠢᠨᠢ ᠦᠰᠭᠡᠵᠤ ᠲᠤᠷᠨᠢᠭᠤᠯᠤᠭᠰᠠᠨ
ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ
ᠠᠢ ᠁ ᠳ᠋ᠠ ᠁ ᠬᠦ᠋
ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ
•
ᠪᠤᠶᠠᠨᠲᠤ ᠬᠤᠷᠤ᠎ᠠ ᠳ᠋ᠤ ᠬᠡᠶ᠋ᠢᠮᠣᠷᠢ ᠲᠡᠳᠬᠦᠭᠰᠡᠨ
ᠪᠤᠭᠤᠷᠤᠯ ᠬᠤᠶᠠᠷ ᠮᠢᠨᠢ ᠨᠠᠷᠠ ᠶᠤᠮᠰᠠᠨ ᠨᠠᠷᠠ ᠶᠤᠮᠰᠠᠨ
ᠪᠤᠳᠠᠯᠠᠩ ᠳᠡᠯᠡᠬᠡᠢ ᠳ᠋ᠤ ᠭᠠᠭᠴᠠᠬᠠᠨ ᠲᠤᠬᠢᠶᠠᠬᠤ
ᠪᠤᠴᠠᠭᠠᠳ ᠢᠷᠡᠬᠦ ᠦᠭᠡᠢ ᠵᠢᠷᠭᠠᠯ ᠶᠤᠮᠰᠠᠨ
ᠠᠢ ᠁ ᠳ᠋ᠠ ᠁ ᠬᠦ᠋
ᠪᠤᠴᠠᠭᠠᠳ ᠢᠷᠡᠬᠦ ᠦᠭᠡᠢ ᠵᠢᠷᠭᠠᠯ ᠶᠤᠮᠰᠠᠨ
ᠠᠢ ᠁ ᠳ᠋ᠠ ᠁ ᠬᠦ᠋
ᠪᠤᠴᠠᠭᠠᠳ ᠢᠷᠡᠬᠦ ᠦᠭᠡᠢ ᠵᠢᠷᠭᠠᠯ ᠶᠤᠮᠰᠠᠨ