塞日故乡
塞日故乡
歌手:呼和木其尔
专辑:《塞日故乡》

ᠨᠤᠲᠤᠭ ᠢᠢᠡᠨ ᠰᠠᠬᠢᠭᠰᠠᠨ ᠰᠠᠢᠷ ᠦᠨ ᠣᠪᠣᠭ᠎ᠠ ᠨᠢ
ᠬᠡᠰᠢᠭ ᠪᠤᠶᠠᠨ ᠢᠢᠡᠨ ᠳᠠᠯᠠᠯᠤᠨ ᠪᠠᠢᠨ᠎ᠠ
ᠲᠠᠯ ᠠ ᠪᠠᠨ ᠴᠢᠮᠡᠭᠰᠡᠨ ᠴᠠᠭᠠᠨ ᠭᠡᠷ ᠦᠳ
ᠪᠤᠯᠠᠩᠭᠢᠷ ᠲᠦᠮᠡᠨ ᠤ ᠮᠢᠨᠢ ᠠᠮᠢᠨ ᠥᠯᠦᠭᠡᠢ ᠶᠤ᠋
ᠠᠯᠤᠰ ᠦᠨ ᠭᠠᠵᠠᠷ ᠡᠴᠡ ᠲᠣᠳᠣᠷᠠᠭᠠᠳ ᠪᠠᠢᠳᠠᠭ ᠨᠢ
ᠠᠷᠢᠭᠤᠨ ᠰᠢᠲᠦᠭᠡᠨᠲᠦ ᠰᠠᠢᠷ ᠦᠨ ᠣᠪᠣᠭ᠎ᠠ
ᠠᠶᠤᠤᠯᠢᠬᠠᠢ ᠴᠡᠭᠡᠵᠢᠨ ᠳᠤ ᠢᠯᠡᠬᠡᠨ ᠪᠠᠢᠳᠠᠭ ᠨᠢ
ᠠᠴᠢᠯᠠᠯ ᠶᠡᠬᠡᠲᠦ ᠠᠪᠤ ᠡᠵᠢ ᠬᠣᠶᠠᠷ ᠮᠢᠨᠢ
ᠵᠠᠭ ᠦᠨ ᠤᠯᠠᠭᠠᠨ ᠲᠡᠮᠡᠭᠡᠳ ᠨᠢ
ᠥᠯᠴᠢᠷ ᠲᠠᠯ ᠠ ᠳᠠᠭᠠᠨ ᠪᠡᠯᠴᠢᠨ ᠪᠠᠢᠨ᠎ᠠ
ᠥᠮᠴᠢᠯᠡᠵᠤ ᠠᠪᠤᠭᠰᠠᠨ ᠡᠯᠡᠰᠦ ᠮᠠᠩᠬ ᠠ ᠨᠢ
ᠡᠪᠦᠭᠡ ᠳᠡᠭᠡᠳᠦᠰ ᠦᠨ ᠮᠢᠨᠢ ᠠᠯᠲᠠᠨ ᠨᠤᠲᠤᠭ ᠶᠣᠮ
ᠬᠣᠯᠠ ᠢᠢᠨ ᠭᠠᠵᠠᠷ ᠡᠴᠡ ᠰᠦᠮᠡᠯᠵᠡᠭᠡᠳ ᠪᠠᠢᠳᠠᠭ ᠨᠢ
ᠬᠣᠣᠰᠯᠠᠨ ᠰᠢᠷᠭᠠᠯᠳᠤᠬᠤ ᠰᠠᠢᠷ ᠰᠢᠯᠢ ᠢᠢᠨ ᠪᠠᠷ ᠠ
ᠬᠣᠩᠭᠣᠷ ᠪᠠᠭ᠎ᠠ ᠢᠢᠨ ᠨᠠᠰᠤ ᠢᠢ ᠳᠠᠭᠤᠳᠠᠭᠠᠳ ᠪᠠᠢᠳᠠᠭ ᠨᠢ
ᠬᠣᠪᠣᠷᠬᠠᠨ ᠵᠠᠶᠠᠭ᠎ᠠ ᠲᠠᠢ ᠨᠤᠲᠤᠭ ᠮᠢᠨᠢ ᠪᠢᠯᠡ
ᠠᠷᠤ ᠢᠢᠨ ᠠᠭᠤᠳᠠᠮ ᠬᠦᠳᠡᠭᠡ ᠳᠤ ᠨᠢ
ᠠᠳᠤᠭᠤ ᠮᠠᠯ ᠮᠢᠨᠢ ᠲᠠᠷᠬᠠᠨ ᠪᠠᠢᠨ᠎ᠠ
ᠠᠳᠠᠯᠢᠬᠠᠨ ᠬᠣᠶᠠᠷ ᠰᠠᠢᠷ ᠦᠨ ᠰᠢᠯᠢ ᠨᠢ
ᠠᠪᠤ ᠡᠵᠢ ᠢᠢ ᠮᠢᠨᠢ ᠰᠠᠨᠠᠭᠳᠠᠭᠤᠯᠤᠨ᠎ᠠ
ᠬᠣᠯᠠ ᠢᠢᠨ ᠭᠠᠵᠠᠷ ᠡᠴᠡ ᠰᠦᠮᠡᠯᠵᠡᠭᠡᠳ ᠪᠠᠢᠳᠠᠭ ᠨᠢ
ᠬᠣᠣᠰᠯᠠᠨ ᠰᠢᠷᠭᠠᠯᠳᠤᠬᠤ ᠰᠠᠢᠷ ᠰᠢᠯᠢ ᠢᠢᠨ ᠪᠠᠷ ᠠ
ᠬᠣᠩᠭᠣᠷ ᠪᠠᠭ᠎ᠠ ᠢᠢᠨ ᠨᠠᠰᠤ ᠢᠢ ᠳᠠᠭᠤᠳᠠᠭᠠᠳ ᠪᠠᠢᠳᠠᠭ ᠨᠢ
ᠬᠣᠪᠣᠷᠬᠠᠨ ᠵᠠᠶᠠᠭ᠎ᠠ ᠲᠠᠢ ᠨᠤᠲᠤᠭ ᠮᠢᠨᠢ ᠪᠢᠯᠡ

更多>> 呼和木其尔的热门歌曲