ayalguu
Altanburged
歌手:Altanburged
专辑:《Altanburged》

ᠠᠶᠠᠯᠭᠤ
ᠳᠠᠭᠤᠴᠢᠨ ᠠᠯᠲᠠᠨᠪᠦ᠋ᠷᠭᠦᠳ
ᠮᠣᠩᠭᠣᠯ ᠬᠦᠮᠦᠨ  ᠦ ᠨᠠᠨᠳᠢᠨ ᠪᠦᠬᠦᠨ  ᠢ ᠳᠡᠭᠡᠳᠦᠯᠡᠨ ᠡᠭᠡᠰᠢᠭᠯᠡᠭᠰᠡᠨ
ᠮᠣᠷᠢᠨ ᠬᠤᠭᠤᠷ  ᠤᠨ ᠰᠠᠷᠠᠠ ᠦᠭᠡᠢ ᠰᠠᠢᠬᠠᠨ ᠠᠶᠠᠯᠭᠤ
ᠵᠡᠭᠦᠳᠦ ᠨᠣᠢᠷᠤᠨ  ᠳᠤ ᠡᠩᠬᠡ  ᠶᠢᠨ ᠳᠠᠭᠤᠯᠠᠯ ᠪᠣᠯᠣᠨ ᠰᠣᠨᠤᠰᠤᠭᠳᠠᠬᠤ
ᠵᠢᠷᠦᠬᠡ ᠰᠡᠳᠬᠢᠯ  ᠦᠨ ᠡᠷ᠎ᠡ  ᠶᠢᠨ ᠢᠷᠦᠭᠡᠯ ᠬᠡᠳᠦᠢᠨ ᠬᠣᠨᠤᠭᠰᠢᠭᠠᠳ
ᠠᠯᠳᠠᠷᠠᠬᠤ ᠨᠠᠷᠠᠨ  ᠤ ᠰᠠᠴᠤᠷᠠᠭ ᠳᠣᠣᠷ᠎ᠠ
ᠵᠢᠷᠭᠠᠯ  ᠢ ᠮᠢᠨᠢ ᠲᠡᠳᠬᠦᠵᠦ
ᠠᠮᠢᠳᠤᠷᠠᠬᠤ ᠨᠠᠰᠤᠨ  ᠤ ᠮᠢᠨᠢ ᠲᠤᠷᠰᠢ
ᠰᠡᠳᠬᠢᠯ  ᠢ ᠮᠢᠨᠢ ᠬᠦᠭᠯᠡᠭᠰᠡᠨ
ᠬᠤᠭᠤᠷ  ᠤᠨ ᠪᠢᠰᠢᠷᠡᠯ ᠡᠭᠡᠰᠢᠭ
ᠠᠢ ᠰᠠᠢᠬᠠᠨ ᠠᠶᠠᠯᠭᠤ
ᠴᠠᠢᠳᠠᠮ ᠲᠠᠯ᠎ᠠ  ᠶᠢᠨ ᠲᠡᠨᠢᠭᠡᠷ ᠠᠭᠤᠳᠠᠮ  ᠢ ᠠᠭᠤᠵᠢᠷᠠᠨ ᠤᠶᠠᠩᠭᠠᠯᠠᠭᠰᠠᠨ
ᠴᠠᠷᠠᠭᠠᠨ ᠲᠠᠯᠪᠢᠭᠤᠨ ᠬᠤᠭᠤᠷ  ᠤᠨ ᠢᠷᠠᠭᠤ ᠰᠠᠢᠬᠠᠨ ᠠᠶᠠᠯᠭᠤ
ᠦᠶ᠎ᠡ ᠣᠯᠠᠨ  ᠳᠤ ᠮᠢᠨᠢ ᠡᠷ᠎ᠡ  ᠶᠢᠨ ᠰᠤᠷᠭᠠᠯ ᠬᠡᠯᠡᠨ ᠬᠦᠨᠳᠦᠯᠡᠭᠳᠡᠬᠦ
ᠦᠷ᠎ᠡ ᠬᠡᠦᠬᠡᠳ  ᠲᠦ ᠮᠢᠨᠢ ᠡᠴᠢᠭᠡ  ᠶᠢᠨ ᠰᠤᠷᠭᠠᠯ ᠰᠢᠭ᠋ ᠬᠠᠢᠷᠠᠯᠠᠭᠳᠠᠬᠤ
ᠠᠯᠳᠠᠷᠠᠬᠤ ᠨᠠᠷᠠᠨ  ᠤ ᠰᠠᠴᠤᠷᠠᠭ ᠳᠣᠣᠷ᠎ᠠ
ᠵᠢᠷᠭᠠᠯ  ᠢ ᠮᠢᠨᠢ ᠲᠡᠳᠬᠦᠵᠦ
ᠠᠮᠢᠳᠤᠷᠠᠬᠤ ᠨᠠᠰᠤᠨ  ᠤ ᠮᠢᠨᠢ ᠲᠤᠷᠰᠢ
ᠰᠡᠳᠬᠢᠯ  ᠢ ᠮᠢᠨᠢ ᠬᠦᠭᠯᠡᠭᠰᠡᠨ
ᠬᠤᠭᠤᠷ  ᠤᠨ ᠪᠢᠰᠢᠷᠡᠯ ᠡᠭᠡᠰᠢᠭ
ᠠᠢ ᠰᠠᠢᠬᠠᠨ ᠠᠶᠠᠯᠭᠤ

ᠮᠠᠩᠨᠤᠭ ᠳᠡᠯᠡᠬᠡᠢ  ᠶᠢᠨ ᠠᠮᠤᠷ ᠠᠮᠤᠭᠤᠯᠠᠩ  ᠢ ᠮᠠᠭᠲᠠᠨ ᠳᠠᠭᠤᠯᠠᠭᠰᠠᠨ
ᠮᠠᠯᠴᠢᠨ ᠠᠷᠠᠳ  ᠤᠨ ᠮᠢᠨᠢ ᠲᠤᠤᠯᠢᠰ ᠬᠠᠢᠯᠠᠬᠤ ᠬᠤᠭᠤᠷ  ᠤᠨ ᠠᠶᠠᠯᠭᠤ
ᠲᠦᠮᠡ ᠣᠯᠠᠨ  ᠤ  ᠪᠠᠨ ᠰᠡᠳᠬᠢᠯ  ᠦᠨ ᠬᠣᠯᠪᠣᠭ᠎ᠠ ᠪᠣᠯᠣᠨ ᠢᠷᠠᠭᠤᠰᠬᠤ
ᠲᠥᠷᠥ ᠤᠯᠤᠰ  ᠤᠨ  ᠢᠶᠠᠨ ᠬᠦᠭᠵᠢᠯᠲᠡ ᠳᠦ ᠬᠦᠴᠦ ᠨᠡᠮᠡᠨ ᠬᠦᠩᠭᠢᠨᠡᠨ᠎ᠡ
ᠠᠯᠳᠠᠷᠠᠬᠤ ᠨᠠᠷᠠᠨ  ᠤ ᠰᠠᠴᠤᠷᠠᠭ ᠳᠣᠣᠷ᠎ᠠ
ᠵᠢᠷᠭᠠᠯ  ᠢ ᠮᠢᠨᠢ ᠲᠡᠳᠬᠦᠵᠦ
ᠠᠮᠢᠳᠤᠷᠠᠬᠤ ᠨᠠᠰᠤᠨ  ᠤ ᠮᠢᠨᠢ ᠲᠤᠷᠰᠢ
ᠰᠡᠳᠬᠢᠯ  ᠢ ᠮᠢᠨᠢ ᠬᠦᠭᠯᠡᠭᠰᠡᠨ
ᠬᠤᠭᠤᠷ  ᠤᠨ ᠪᠢᠰᠢᠷᠡᠯ ᠡᠭᠡᠰᠢᠭ
ᠠᠢ ᠰᠠᠢᠬᠠᠨ ᠠᠶᠠᠯᠭᠤ
ᠠᠯᠳᠠᠷᠠᠬᠤ ᠨᠠᠷᠠᠨ  ᠤ ᠰᠠᠴᠤᠷᠠᠭ ᠳᠣᠣᠷ᠎ᠠ
ᠵᠢᠷᠭᠠᠯ  ᠢ ᠮᠢᠨᠢ ᠲᠡᠳᠬᠦᠵᠦ
ᠠᠮᠢᠳᠤᠷᠠᠬᠤ ᠨᠠᠰᠤᠨ  ᠤ ᠮᠢᠨᠢ ᠲᠤᠷᠰᠢ
ᠰᠡᠳᠬᠢᠯ  ᠢ ᠮᠢᠨᠢ ᠬᠦᠭᠯᠡᠭᠰᠡᠨ
ᠬᠤᠭᠤᠷ  ᠤᠨ ᠪᠢᠰᠢᠷᠡᠯ ᠡᠭᠡᠰᠢᠭ
ᠠᠢ ᠰᠠᠢᠬᠠᠨ ᠠᠶᠠᠯᠭᠤ
ᠠᠢ ᠰᠠᠢᠬᠠᠨ ᠠᠶᠠᠯᠭᠤ


更多>> Altanburged的热门歌曲