Ханидаа Дуулъя
Өдөр Шөнө
歌手:Hurd
专辑:《Өдөр Шөнө》

ᠬᠠᠶ᠋ᠢᠷᠠᠲᠠᠢ ᠭᠡᠳᠡᠭ ᠦᠭᠡ ᠶᠢ ᠬᠡᠨ ᠡᠴᠡ ᠴᠤ ᠶᠤᠮ ᠪᠤᠢ ᠰᠣᠨᠣᠰᠣᠴᠢᠬᠠᠭᠠᠳ
ᠬᠠᠨᠢ ᠮᠢᠨᠢ ᠴᠢᠮᠠᠢ ᠪᠠᠨ ᠭᠣᠮᠣᠳᠠᠭᠠᠵᠤ ᠪᠤᠷᠤᠭᠤ ᠬᠠᠷᠠᠵᠤ ᠬᠡᠪᠲᠡᠬᠦ ᠪᠤᠢ ᠳ᠋ᠠ
ᠴᠢᠮ᠎ᠠ ᠠᠴᠠ ᠬᠡᠷᠰᠡᠦᠬᠡᠨ ᠨᠢᠭᠡᠨ ᠳᠦ ᠨᠢ ᠰᠡᠳᠬᠢᠯ ‍ᠢᠶ᠋ᠠᠨ ᠰᠡᠮ ᠠᠯᠳᠠᠴᠢᠬᠠᠭᠠᠳ
ᠴᠢᠨᠠᠭᠰᠠᠨ ᠴᠠᠢ ᠦᠭᠡᠢ ᠭᠡᠶᠤᠷᠴᠤ ᠬᠦᠢᠲᠡ ᠳᠠᠭᠠᠨ ᠭᠤᠨᠢᠨ ᠰᠠᠭᠤᠬᠤ ᠪᠤᠢ ᠳ᠋ᠠ
ᠰᠠᠷᠠᠨ ᠤ ᠪᠦᠦᠳᠡᠭᠡᠷ ᠲᠤᠶᠠᠭᠠᠨ ᠳᠤ ᠠᠮᠠᠷᠠᠭ ᠤᠨ ᠪᠣᠯᠵᠣᠭᠠᠨ ᠳᠤ ᠮᠠᠩᠰᠢᠭᠤᠷᠠᠵᠤ
ᠰᠠᠯᠤᠨ᠎ᠠ ᠭᠡᠵᠦ ᠬᠡᠯᠡᠴᠢᠬᠡᠭᠡᠳ ᠬᠠᠷᠢᠯᠴᠠᠭᠤᠷ ‍ᠢᠶ᠋ᠠᠨ ᠰᠢᠭᠦᠷᠬᠦ ᠪᠤᠢ ᠳ᠋ᠠ
ᠡᠭᠡᠳᠡᠷᠡᠭᠡ ᠰᠦᠯᠪᠡᠭᠡ ᠵᠣᠬᠢᠶᠠᠨ ᠪᠤᠬᠢᠨᠢᠳᠤᠯ ᠭᠠᠷᠭᠠᠨ ᠳᠡᠷᠡᠯᠡᠨ ᠬᠣᠨᠣᠴᠢᠬᠠᠭᠠᠳ
ᠡᠯᠢᠭᠡ ᠪᠦᠲᠡᠨᠢᠭᠡ ᠬᠠᠭᠠᠰᠯᠠᠵᠤ ᠬᠠᠷ᠎ᠠ ᠰᠥᠨᠢ ᠪᠡᠷ ᠤᠬᠢᠯᠠᠨ ᠰᠠᠭᠤᠬᠤ ᠪᠤᠢ ᠳ᠋ᠠ
ᠬᠠᠨᠢ ᠮᠢᠨᠢ ᠴᠢ ᠲᠡᠶ᠋ᠢᠮᠦ ᠴᠠᠭ ᠢᠷᠡᠪᠡᠯ
ᠳᠡᠩᠳᠡᠭᠦᠦ ᠬᠠᠶ᠋ᠢᠷ᠎ᠠ ᠢᠲᠡᠭᠡᠯ ᠢ ᠮᠢᠨᠢ ᠰᠠᠨᠠᠭᠠᠳ
ᠬᠠᠯᠠᠭᠤᠬᠠᠨ ᠡᠪᠦᠷ ᠡᠴᠡ ᠪᠡᠨ ᠨᠠᠮᠠᠢ ᠪᠤᠴᠠᠭᠠᠬᠠᠨ ᠠᠵᠠᠨᠠᠭᠠᠴᠢ
ᠠᠮᠢᠳᠤᠷᠠᠯ ᠮᠡᠳᠡᠬᠦ ᠦᠭᠡᠢ ᠪᠢ ᠴᠢᠨᠢ ᠴᠢᠨᠦᠬᠢ ᠪᠡᠨ ᠯᠠ ᠳᠡᠷᠭᠡᠳᠡ ᠡᠴᠡ ᠬᠣᠯᠠᠳᠠᠪᠠᠯ
ᠰᠠᠯᠬᠢ ᠳᠠᠭᠠᠨ ᠵᠢᠩᠳᠡᠨ ᠥᠲᠡᠯᠦᠨ᠎ᠡ

ᠬᠣᠷᠸ᠋᠎ᠠ ᠳᠤ ᠭᠠᠭᠴᠠᠬᠠᠨ ᠴᠢᠮ᠎ᠠ ᠳᠤ ᠪᠠᠨ ᠬᠠᠶ᠋ᠢᠷᠠᠲᠠᠢ ᠭᠡᠳᠡᠭ ‍ᠢᠶ᠋ᠠᠨ ᠪᠢ ᠳᠠᠬᠢᠨ ᠬᠡᠯᠡᠶ᠎ᠡ
ᠬᠣᠩᠭᠣᠷ ᠮᠢᠨᠢ ᠴᠢ ᠨᠠᠮᠠᠢ ᠶᠠᠮᠠᠷ ᠴᠤ ᠦᠶ᠎ᠡ ᠳᠦ ᠪᠤᠤ ᠶᠠᠪᠤᠭᠤᠯ
ᠬᠠᠷᠠᠬᠠᠨ ᠨᠢᠳᠦᠲᠦ ᠬᠦᠦ ᠪᠡᠨ ᠲᠡᠪᠡᠷᠢᠨ ᠪᠠᠶ᠋ᠢᠵᠤ ᠪᠢ ᠴᠢᠮ᠎ᠠ ᠠᠴᠠ ᠪᠠᠨ ᠭᠤᠶᠤᠶ᠎ᠠ
ᠬᠠᠮᠤᠭ ᠤᠨ ᠵᠢᠷᠭᠠᠯ ᠲᠠᠢ ᠡᠳᠦᠷ ‍ᠢᠶ᠋ᠠᠨ ᠳᠤᠷᠠᠰᠤᠨ ᠪᠠᠶ᠋ᠢᠵᠤ ᠨᠠᠳᠠ ᠳᠤ ᠪᠠᠨ ᠢᠲᠡᠭᠡᠭᠡᠴᠢ
ᠠᠮᠠᠯᠠᠵᠤ ᠪᠠᠶ᠋ᠢᠭᠰᠠᠨ ᠦᠭᠡ ᠶᠢ ᠮᠢᠨᠢ ᠤᠬᠢᠯᠠᠭᠤᠯᠤᠨ ᠪᠠᠶ᠋ᠢᠵᠤ ᠬᠡᠯᠡᠭᠦᠯ
ᠠᠩᠬ᠎ᠠ ᠨᠠᠳᠠ ᠲᠠᠢ ᠭᠡᠷᠯᠡᠬᠦ ᠳᠦ ᠪᠡᠨ ᠬᠠᠶ᠋ᠢᠷᠠᠲᠠᠢ ᠪᠠᠶ᠋ᠢᠭᠰᠠᠨ ‍ᠤᠤ ᠭᠡᠵᠦ ᠠᠰᠠᠭᠤ
ᠦᠷ᠎ᠡ ᠶᠢᠨ ‍ᠢᠶ᠋ᠠᠨ ᠲᠥᠯᠥᠭᠡ ᠴᠢ ᠮᠢᠨᠢ ᠨᠠᠮᠠᠢ ᠨᠢᠭᠡ ᠯᠠ ᠤᠳᠠᠭ᠎ᠠ ᠠᠭᠤᠴᠢᠯᠠ
ᠦᠨᠡᠨ ᠦ ᠵᠠᠶᠠᠭ᠎ᠠ ᠴᠢᠮ᠎ᠠ ᠳᠤ ᠬᠠᠨᠢ ᠢ ᠴᠢᠨᠢ ᠪᠤᠴᠠᠭᠠᠵᠤ ᠥᠭᠭᠦᠨ᠎ᠡ ᠡ
ᠬᠠᠨᠢ ᠮᠢᠨᠢ ᠴᠢ ᠲᠡᠶ᠋ᠢᠮᠦ ᠴᠠᠭ ᠢᠷᠡᠪᠡᠯ
ᠳᠡᠩᠳᠡᠭᠦᠦ ᠬᠠᠶ᠋ᠢᠷ᠎ᠠ ᠢᠲᠡᠭᠡᠯ ᠢ ᠮᠢᠨᠢ ᠰᠠᠨᠠᠭᠠᠳ
ᠬᠠᠯᠠᠭᠤᠬᠠᠨ ᠡᠪᠦᠷ ᠡᠴᠡ ᠪᠡᠨ ᠨᠠᠮᠠᠢ ᠪᠤᠴᠠᠭᠠᠬᠠᠨ ᠠᠵᠠᠨᠠᠭᠠᠴᠢ
ᠠᠮᠢᠳᠤᠷᠠᠯ ᠮᠡᠳᠡᠬᠦ ᠦᠭᠡᠢ ᠪᠢ ᠴᠢᠨᠢ ᠴᠢᠨᠦᠬᠢ ᠪᠡᠨ ᠯᠠ ᠳᠡᠷᠭᠡᠳᠡ ᠡᠴᠡ ᠬᠣᠯᠠᠳᠠᠪᠠᠯ
ᠰᠠᠯᠬᠢ ᠳᠠᠭᠠᠨ ᠵᠢᠩᠳᠡᠨ ᠥᠲᠡᠯᠦᠨ᠎ᠡ
ᠬᠠᠨᠢ ᠮᠢᠨᠢ ᠴᠢ ᠲᠡᠶ᠋ᠢᠮᠦ ᠴᠠᠭ ᠢᠷᠡᠪᠡᠯ
ᠳᠡᠩᠳᠡᠭᠦᠦ ᠬᠠᠶ᠋ᠢᠷ᠎ᠠ ᠢᠲᠡᠭᠡᠯ ᠢ ᠮᠢᠨᠢ ᠰᠠᠨᠠᠭᠠᠳ
ᠬᠠᠯᠠᠭᠤᠬᠠᠨ ᠡᠪᠦᠷ ᠡᠴᠡ ᠪᠡᠨ ᠨᠠᠮᠠᠢ ᠪᠤᠴᠠᠭᠠᠬᠠᠨ ᠠᠵᠠᠨᠠᠭᠠᠴᠢ
ᠠᠮᠢᠳᠤᠷᠠᠯ ᠮᠡᠳᠡᠬᠦ ᠦᠭᠡᠢ ᠪᠢ ᠴᠢᠨᠢ ᠴᠢᠨᠦᠬᠢ ᠪᠡᠨ ᠯᠠ ᠳᠡᠷᠭᠡᠳᠡ ᠡᠴᠡ ᠬᠣᠯᠠᠳᠠᠪᠠᠯ
ᠰᠠᠯᠬᠢ ᠳᠠᠭᠠᠨ ᠵᠢᠩᠳᠡᠨ ᠥᠲᠡᠯᠦᠨ᠎ᠡ

更多>> Hurd的热门歌曲