蒙古这一代
云中的月亮
歌手:腾格尔
专辑:《云中的月亮》

ᠮᠤᠩᠭᠤᠯ ᠤᠨ ᠡᠨᠡ ᠦᠶ᠎ᠡ

ᠬᠤᠨᠢ ᠶᠢᠨ ᠪᠡᠯᠴᠢᠭᠡᠷ ᠮᠢᠨᠢ ᠦᠭᠡᠢᠢᠷᠡᠭᠡᠳ ᠪᠠᠢᠢᠨ᠎ᠠ
ᠬᠤᠵᠢᠭᠡᠷ ᠲᠠᠯ᠎ᠠ ᠮᠢᠨᠢ ᠰᠢᠷᠠᠯᠠᠭᠠᠳ ᠪᠠᠢᠢᠨ᠎ᠠ
ᠬᠠᠪᠤᠷ ᠴᠡᠬ ᠤᠨ ᠭᠠᠯᠠᠭᠤᠨ ᠰᠦᠷᠦᠭ ᠤᠨ
ᠭᠠᠩᠭᠠᠨᠠᠳᠤᠬᠤ ᠳᠠᠭᠤ ᠨᠢ ᠬᠤᠯᠠᠳᠠᠭᠠᠳ ᠪᠠᠢᠢᠨ᠎ᠠ
ᠮᠦᠩᠭᠦ ᠤᠷᠭᠤᠬᠰᠠᠨ ᠨᠤᠲᠤᠭ ᠲᠠᠭᠠᠨ
ᠮᠦᠩᠭᠦ ᠴᠦ ᠦᠭᠡᠢ ᠡᠵᠡᠨ ᠨᠢ ᠪᠢ
ᠬᠤᠭᠤᠰᠤᠨ ᠦᠭᠡ ᠪᠡᠷ ᠰᠠᠨᠠᠭ᠎ᠠ ᠪᠠᠨ ᠬᠠᠭᠤᠷᠴᠦ
ᠬᠤᠵᠢᠭᠢᠷ ᠲᠠᠯ᠎ᠠ ᠪᠠᠨ ᠮᠠᠬᠲᠠᠨ ᠳᠠᠭᠤᠯᠠᠨ᠎ᠠ

ᠠᠷᠢᠬᠢᠨ ᠤ ᠬᠠᠯᠠᠭᠤᠨ ᠳᠤ ᠮᠠᠩᠰᠢᠭᠤᠷᠠᠭᠠᠳ
ᠠᠵᠢᠯ ᠦᠢᠯᠡᠰ ᠶᠢᠡᠨ ᠬᠠᠶᠠᠬᠰᠠᠨ
ᠠᠪᠤ ᠶᠢᠨ ᠨᠤᠲᠤᠭ ᠪᠠᠨ ᠮᠠᠷᠲᠠᠭᠠᠳ
ᠵᠠᠮ ᠤᠨ ᠵᠠᠬ᠎ᠠ ᠶᠢᠨ ᠬᠤᠵᠠ ᠪᠤᠯᠤᠬᠰᠠᠨ
ᠮᠤᠷᠢᠨ ᠨᠢᠷᠤᠭᠤᠨ ᠡᠴᠡ ᠭᠡᠭᠡᠭᠳᠡᠭᠡᠳ
ᠮᠤᠲ᠋ᠤᠷ ᠲᠡᠷᠭᠡᠨ ᠤ ᠪᠤᠭᠤᠯ ᠪᠤᠯᠤᠬᠰᠠᠨ
ᠮᠠᠨ ᠤ ᠮᠤᠩᠭᠤᠯ ᠤᠨ ᠡᠨᠡ ᠦᠶ᠎ᠡ ᠮᠢᠨᠢ
ᠮᠠᠨᠳᠤᠬᠤ ᠵᠦᠭ ᠲᠡᠭᠡᠨ ᠠᠢᠢᠰᠤᠢ
ᠴᠢᠩᠭᠢᠰ ᠬᠠᠭᠠᠨ ᠮᠢᠨᠢ ᠬᠠᠮᠢᠭ᠎ᠠ ᠪᠠᠢᠢᠬᠤ ᠪᠤᠢ
ᠬᠤᠪᠢᠯᠠᠢ ᠬᠠᠭᠠᠨ ᠮᠢᠨᠢ ᠬᠠᠮᠢᠭ᠎ᠠ ᠪᠠᠢᠢᠬᠤ ᠪᠤᠢ
ᠮᠠᠨ ᠤ ᠮᠤᠩᠭᠤᠯ ᠤᠨ ᠡᠨᠡ ᠦᠶ᠎ᠡ ᠮᠢᠨᠢ
ᠮᠠᠨᠳᠤᠬᠤ ᠵᠦᠭ ᠲᠡᠭᠡᠨ ᠠᠢᠢᠰᠤᠢ
ᠮᠠᠨᠳᠤᠬᠤ ᠵᠦᠭ ᠲᠡᠭᠡᠨ ᠠᠢᠢᠰᠤᠢ

更多>> 腾格尔的热门歌曲