ayalguu ᠠᠶᠠᠯᠭᠤ ᠳᠠᠭᠤᠴᠢᠨ ᠠᠯᠲᠠᠨᠪᠦ᠋ᠷᠭᠦᠳ ᠮᠣᠩᠭᠣᠯ ᠬᠦᠮᠦᠨ  ᠦ ᠨᠠᠨᠳᠢᠨ ᠪᠦᠬᠦᠨ  ᠢ ᠳᠡᠭᠡᠳᠦᠯᠡᠨ ᠡᠭᠡᠰᠢᠭᠯᠡᠭᠰᠡᠨ ᠮᠣᠷᠢᠨ ᠬᠤᠭᠤᠷ  ᠤᠨ ᠰᠠᠷᠠᠠ ᠦᠭᠡᠢ ᠰᠠᠢᠬᠠᠨ ᠠᠶᠠᠯᠭᠤ ᠵᠡᠭᠦᠳᠦ ᠨᠣᠢᠷᠤᠨ  ᠳᠤ ᠡᠩᠬᠡ  ᠶᠢᠨ ᠳᠠᠭᠤᠯᠠᠯ ᠪᠣᠯᠣᠨ ᠰᠣᠨᠤᠰᠤᠭᠳᠠᠬᠤ ᠵᠢᠷᠦᠬᠡ ᠰᠡᠳᠬᠢᠯ  ᠦᠨ ᠡᠷ᠎ᠡ  ᠶᠢᠨ ᠢᠷᠦᠭᠡᠯ ᠬᠡᠳᠦᠢᠨ ᠬᠣᠨᠤᠭᠰᠢᠭᠠᠳ ᠠᠯᠳᠠᠷᠠᠬᠤ ᠨᠠᠷᠠᠨ  ᠤ ᠰᠠᠴᠤᠷᠠᠭ ᠳᠣᠣᠷ᠎ᠠ ᠵᠢᠷᠭᠠᠯ  ᠢ ᠮᠢᠨᠢ ᠲᠡᠳᠬᠦᠵᠦ ᠠᠮᠢᠳᠤᠷᠠᠬᠤ ᠨᠠᠰᠤᠨ  ᠤ ᠮᠢᠨᠢ ᠲᠤᠷᠰᠢ ᠰᠡᠳᠬᠢᠯ  ᠢ ᠮᠢᠨᠢ ᠬᠦᠭᠯᠡᠭᠰᠡᠨ ᠬᠤᠭᠤᠷ  ᠤᠨ ᠪᠢᠰᠢᠷᠡᠯ ᠡᠭᠡᠰᠢᠭ ᠠᠢ ᠰᠠᠢᠬᠠᠨ ᠠᠶᠠᠯᠭᠤ ᠴᠠᠢᠳᠠᠮ ᠲᠠᠯ᠎ᠠ  ᠶᠢᠨ ᠲᠡᠨᠢᠭᠡᠷ ᠠᠭᠤᠳᠠᠮ  ᠢ ᠠᠭᠤᠵᠢᠷᠠᠨ ᠤᠶᠠᠩᠭᠠᠯᠠᠭᠰᠠᠨ ᠴᠠᠷᠠᠭᠠᠨ ᠲᠠᠯᠪᠢᠭᠤᠨ ᠬᠤᠭᠤᠷ  ᠤᠨ ᠢᠷᠠᠭᠤ ᠰᠠᠢᠬᠠᠨ ᠠᠶᠠᠯᠭᠤ ᠦᠶ᠎ᠡ ᠣᠯᠠᠨ  ᠳᠤ ᠮᠢᠨᠢ ᠡᠷ᠎ᠡ  ᠶᠢᠨ ᠰᠤᠷᠭᠠᠯ ᠬᠡᠯᠡᠨ ᠬᠦᠨᠳᠦᠯᠡᠭᠳᠡᠬᠦ ᠦᠷ᠎ᠡ ᠬᠡᠦᠬᠡᠳ  ᠲᠦ ᠮᠢᠨᠢ ᠡᠴᠢᠭᠡ  ᠶᠢᠨ ᠰᠤᠷᠭᠠᠯ ᠰᠢᠭ᠋ ᠬᠠᠢᠷᠠᠯᠠᠭᠳᠠᠬᠤ ᠠᠯᠳᠠᠷᠠᠬᠤ ᠨᠠᠷᠠᠨ  ᠤ ᠰᠠᠴᠤᠷᠠᠭ ᠳᠣᠣᠷ᠎ᠠ ᠵᠢᠷᠭᠠᠯ  ᠢ ᠮᠢᠨᠢ ᠲᠡᠳᠬᠦᠵᠦ ᠠᠮᠢᠳᠤᠷᠠᠬᠤ ᠨᠠᠰᠤᠨ  ᠤ ᠮᠢᠨᠢ ᠲᠤᠷᠰᠢ ᠰᠡᠳᠬᠢᠯ  ᠢ ᠮᠢᠨᠢ ᠬᠦᠭᠯᠡᠭᠰᠡᠨ ᠬᠤᠭᠤᠷ  ᠤᠨ ᠪᠢᠰᠢᠷᠡᠯ ᠡᠭᠡᠰᠢᠭ ᠠᠢ ᠰᠠᠢᠬᠠᠨ ᠠᠶᠠᠯᠭᠤ ᠮᠠᠩᠨᠤᠭ ᠳᠡᠯᠡᠬᠡᠢ  ᠶᠢᠨ ᠠᠮᠤᠷ ᠠᠮᠤᠭᠤᠯᠠᠩ  ᠢ ᠮᠠᠭᠲᠠᠨ ᠳᠠᠭᠤᠯᠠᠭᠰᠠᠨ ᠮᠠᠯᠴᠢᠨ ᠠᠷᠠᠳ  ᠤᠨ ᠮᠢᠨᠢ ᠲᠤᠤᠯᠢᠰ ᠬᠠᠢᠯᠠᠬᠤ ᠬᠤᠭᠤᠷ  ᠤᠨ ᠠᠶᠠᠯᠭᠤ ᠲᠦᠮᠡ ᠣᠯᠠᠨ  ᠤ  ᠪᠠᠨ ᠰᠡᠳᠬᠢᠯ  ᠦᠨ ᠬᠣᠯᠪᠣᠭ᠎ᠠ ᠪᠣᠯᠣᠨ ᠢᠷᠠᠭᠤᠰᠬᠤ ᠲᠥᠷᠥ ᠤᠯᠤᠰ  ᠤᠨ  ᠢᠶᠠᠨ ᠬᠦᠭᠵᠢᠯᠲᠡ ᠳᠦ ᠬᠦᠴᠦ ᠨᠡᠮᠡᠨ ᠬᠦᠩᠭᠢᠨᠡᠨ᠎ᠡ ᠠᠯᠳᠠᠷᠠᠬᠤ ᠨᠠᠷᠠᠨ  ᠤ ᠰᠠᠴᠤᠷᠠᠭ ᠳᠣᠣᠷ᠎ᠠ ᠵᠢᠷᠭᠠᠯ  ᠢ ᠮᠢᠨᠢ ᠲᠡᠳᠬᠦᠵᠦ ᠠᠮᠢᠳᠤᠷᠠᠬᠤ ᠨᠠᠰᠤᠨ  ᠤ ᠮᠢᠨᠢ ᠲᠤᠷᠰᠢ ᠰᠡᠳᠬᠢᠯ  ᠢ ᠮᠢᠨᠢ ᠬᠦᠭᠯᠡᠭᠰᠡᠨ ᠬᠤᠭᠤᠷ  ᠤᠨ ᠪᠢᠰᠢᠷᠡᠯ ᠡᠭᠡᠰᠢᠭ ᠠᠢ ᠰᠠᠢᠬᠠᠨ ᠠᠶᠠᠯᠭᠤ ᠠᠯᠳᠠᠷᠠᠬᠤ ᠨᠠᠷᠠᠨ  ᠤ ᠰᠠᠴᠤᠷᠠᠭ ᠳᠣᠣᠷ᠎ᠠ ᠵᠢᠷᠭᠠᠯ  ᠢ ᠮᠢᠨᠢ ᠲᠡᠳᠬᠦᠵᠦ ᠠᠮᠢᠳᠤᠷᠠᠬᠤ ᠨᠠᠰᠤᠨ  ᠤ ᠮᠢᠨᠢ ᠲᠤᠷᠰᠢ ᠰᠡᠳᠬᠢᠯ  ᠢ ᠮᠢᠨᠢ ᠬᠦᠭᠯᠡᠭᠰᠡᠨ ᠬᠤᠭᠤᠷ  ᠤᠨ ᠪᠢᠰᠢᠷᠡᠯ ᠡᠭᠡᠰᠢᠭ ᠠᠢ ᠰᠠᠢᠬᠠᠨ ᠠᠶᠠᠯᠭᠤ ᠠᠢ ᠰᠠᠢᠬᠠᠨ ᠠᠶᠠᠯᠭᠤ