Халуун элгэн нутаг 作词 : Ж. Бадраа 作曲 : Ц. Намсрайжав ᠬᠠᠷᠠᠩᠭ᠎ᠠ ᠬᠠᠮᠲᠤᠯᠢᠭ ᠳᠠᠭᠤᠯᠠᠨ᠎ᠠ ᠡᠯᠢᠭᠡ ᠵᠢᠷᠦᠬᠡᠨ ᠡᠴᠡ ᠤᠶᠠᠭᠠᠲᠠᠢ ᠡᠩᠬᠦᠷᠡᠢ ᠮᠣᠩᠭᠣᠯ ᠨᠤᠲᠤᠭ ᠮᠢᠨᠢ ᠡᠴᠢᠭᠡ ᠡᠬᠡ ᠡᠴᠡ ᠵᠠᠶᠠᠭᠠᠲᠠᠢ ᠡᠷᠳᠡᠨᠢ ᠶᠢᠨ ᠠᠯᠲᠠᠨ ᠦᠯᠦᠭᠡᠢ ᠮᠢᠨᠢ ᠴᠡᠴᠡᠭ ᠤᠨ ᠰᠢᠮ᠎ᠡ ᠶᠢ ᠲᠡᠳᠭᠦᠭᠰᠡᠨ ᠴᠡᠩᠭᠡᠯ ᠤᠨ ᠬᠠᠪᠤᠷ ᠠᠢᠯᠴᠢᠯᠠᠬᠤ ᠳᠦ ᠮᠦᠷᠡᠨ ᠭᠣᠣᠯ ᠨᠢ ᠳᠠᠭᠤᠤ ᠪᠡᠨ ᠳᠠᠭᠤᠯᠠᠵᠤ ᠮᠦᠩᠬᠡ ᠰᠠᠷᠢᠳᠠᠭ ᠨᠢ ᠮᠢᠰᠢᠶᠡᠳᠡᠭ ᠡ ᠰᠡᠷᠢᠭᠦᠨ ᠰᠠᠯᠬᠢ ᠰᠡᠪᠰᠢᠭᠦᠯᠦᠨ ᠬᠠᠴᠠᠷ ᠨᠢᠭᠤᠷ ᠢ ᠢᠯᠪᠢᠨ ᠪᠠᠢᠵᠤ ᠰᠡᠳᠭᠢᠯ ᠳᠣᠲᠤᠷ᠎ᠠ ᠶᠢ ᠠᠷᠢᠭᠤᠯᠠᠭᠰᠠᠨ ᠬᠠᠯᠠᠭᠤᠨ ᠡᠯᠢᠭᠡᠨ ᠨᠤᠲᠤᠭ ᠮᠢᠨᠢ ᠬᠠᠯᠠᠭᠤᠨ ᠡᠯᠢᠭᠡᠨ ᠨᠤᠲᠤᠭ ᠮᠢᠨᠢ